获取下载链接
歌词

作词 : Ш. Лхамноржмаа

作曲 : Цэн. Эрдэнэбат

ᠬᠠᠢᠷᠠᠯᠠᠬᠤ ᠥᠬᠡᠢ ᠪᠠᠢᠬᠤ ᠶᠢᠨ ᠠᠷᠭ᠎ᠠ ᠥᠬᠡᠢ

ᠬᠣᠩᠭᠣᠷ ᠴᠢᠮᠠᠶᠢ ᠠᠷᠭᠠᠳᠠᠶ᠎ᠠ

ᠦᠳᠡᠰᠢ ᠥᠬᠡᠢ ᠬᠠᠢᠷ᠎ᠠ ᠶᠢᠨ ᠰᠡᠳᠬᠢᠯ ᠳᠤ ᠪᠠᠨ

ᠦᠨᠡᠨᠴᠢ ᠪᠠᠷ ᠴᠢᠮᠠᠶᠢ ᠪᠠᠨ ᠬᠦᠯᠢᠶᠡᠨ᠎ᠡ

ᠵᠢᠷᠦᠬᠡᠨ ᠤ ᠮᠢᠨᠢ ᠬᠠᠢᠷᠠᠨ ᠳᠤ ᠵᠥᠩᠳᠡᠭᠡᠨ ᠰᠠᠭᠠᠳᠠᠭᠠᠷᠠᠢ

ᠴᠢᠮ᠎ᠠ ᠥᠬᠡᠢ ᠪᠠᠷ ᠭᠠᠩᠳᠠᠬᠤ ᠠᠮᠢᠳᠤᠷᠠᠯ ᠳᠤ ᠮᠢᠨᠢ

ᠰᠡᠳᠬᠢᠯ ᠳᠤ ᠪᠠᠨ ᠭᠠᠯ ᠲᠠᠢ ᠢᠷᠡᠭᠡᠷᠡᠢ

ᠰᠠᠨᠠᠬᠤ ᠥᠬᠡᠢ ᠪᠠᠢᠬᠤ ᠶᠢᠨ ᠠᠷᠭ᠎ᠠ ᠥᠬᠡᠢ

ᠰᠠᠢᠬᠠᠨ ᠴᠢᠮᠠᠶᠢ ᠠᠷᠭᠠᠳᠠᠶ᠎ᠠ

ᠭᠠᠩᠳᠠᠰᠢ ᠥᠬᠡᠢ ᠬᠠᠢᠷ᠎ᠠ ᠶᠢᠨ ᠥᠷᠭᠦᠭᠡᠨ ᠳᠤ ᠪᠠᠨ

ᠭᠠᠭᠴᠠᠬᠠᠨ ᠴᠢᠮᠠᠶᠢ ᠪᠠᠨ ᠬᠦᠯᠢᠶᠡᠨ᠎ᠡ

ᠵᠢᠷᠦᠬᠡᠨ ᠤ ᠮᠢᠨᠢ ᠬᠠᠢᠷᠠᠨ ᠳᠤ ᠵᠥᠩᠳᠡᠭᠡᠨ ᠰᠠᠭᠠᠳᠠᠭᠠᠷᠠᠢ

ᠴᠢᠮ᠎ᠠ ᠥᠬᠡᠢ ᠪᠠᠷ ᠭᠠᠩᠳᠠᠬᠤ ᠠᠮᠢᠳᠤᠷᠠᠯ ᠳᠤ ᠮᠢᠨᠢ

ᠰᠡᠳᠬᠢᠯ ᠳᠤ ᠪᠠᠨ ᠭᠠᠯ ᠲᠠᠢ ᠢᠷᠡᠭᠡᠷᠡᠢ

ᠪᠣᠳᠣᠬᠤ ᠥᠬᠡᠢ ᠪᠠᠢᠬᠤ ᠶᠢᠨ ᠠᠷᠭ᠎ᠠ ᠥᠬᠡᠢ

ᠪᠣᠯᠵᠣᠭᠠᠲᠤ ᠡᠳᠦᠷ ᠢᠶᠠᠨ ᠠᠷᠭᠠᠳᠠᠶ᠎ᠠ

ᠳᠤᠮᠳᠠᠷᠠᠰᠢ ᠥᠬᠡᠢ ᠬᠡᠭᠡᠨ ᠬᠠᠢᠷᠠᠨ ᠳᠤ ᠪᠠᠨ

ᠲᠠᠩᠳᠠ ᠴᠢᠮᠠᠶᠢ ᠪᠠᠨ ᠬᠦᠯᠢᠶᠡᠨ᠎ᠡ

ᠵᠢᠷᠦᠬᠡᠨ ᠤ ᠮᠢᠨᠢ ᠬᠠᠢᠷᠠᠨ ᠳᠤ ᠵᠥᠩᠳᠡᠭᠡᠨ ᠰᠠᠭᠠᠳᠠᠭᠠᠷᠠᠢ

ᠴᠢᠮ᠎ᠠ ᠥᠬᠡᠢ ᠪᠠᠷ ᠭᠠᠩᠳᠠᠬᠤ ᠠᠮᠢᠳᠤᠷᠠᠯ ᠳᠤ ᠮᠢᠨᠢ

ᠰᠡᠳᠬᠢᠯ ᠳᠤ ᠪᠠᠨ ᠭᠠᠯ ᠲᠠᠢ ᠢᠷᠡᠭᠡᠷᠡᠢ

ᠵᠢᠷᠦᠬᠡᠨ ᠤ ᠮᠢᠨᠢ ᠬᠠᠢᠷᠠᠨ ᠳᠤ ᠵᠥᠩᠳᠡᠭᠡᠨ ᠰᠠᠭᠠᠳᠠᠭᠠᠷᠠᠢ

ᠴᠢᠮ᠎ᠠ ᠥᠬᠡᠢ ᠪᠠᠷ ᠭᠠᠩᠳᠠᠬᠤ ᠠᠮᠢᠳᠤᠷᠠᠯ ᠳᠤ ᠮᠢᠨᠢ

ᠰᠡᠳᠬᠢᠯ ᠳᠤ ᠪᠠᠨ ᠭᠠᠯ ᠲᠠᠢ ᠢᠷᠡᠭᠡᠷᠡᠢ

ᠰᠡᠳᠬᠢᠯ ᠳᠤ ᠪᠠᠨ ᠭᠠᠯ ᠲᠠᠢ ᠢᠷᠡᠭᠡᠷᠡᠢ